19/05/2026
СУРГУУЛИЙН АВАРГА ШАЛГАРУУЛАХ САГСАН БӨМБӨГИЙН АНХДУГААР ТЭМЦЭЭН АМЖИЛТТАЙ ЗОХИОН БАЙГУУЛАГДЛАА🏀🏀🏀
189 дүгээр сургуулийн аварга шалгаруулах сагсан бөмбөгийн тэмцээн нь сурагчдын бие бялдрыг хөгжүүлэх, хамтран ажиллах, нөхөрлөлийг нэмэгдүүлэх, чөлөөт цагийг зөв боловсон өнгөрүүлэх, анги хамт олныг эвсэг, найрсаг болгох зорилготой зохион байгуулагдсан бөгөөд анги хамт олны идэвх оролцоо өндөр байлаа.
Тэмцээнд 6-8 ангийн 24 баг, 9-11 ангийн 16 баг тамирчид хурд хүч, авхаалж самбаагаа сорин өрсөлдөж, шударга өрсөлдөөн, багийн нэгдмэл байдлыг харуулсан сонирхолтой тоглолтууд өрнөлөө.
Идэвх санаачилгатай оролцсон нийт сурагчид, анги удирдсан багш нар, зохион байгуулагчид болон дэмжин ажилласан эцэг эхчүүддээ талархал илэрхийлж, цаашдын сурлага хөдөлмөр, спортын өндөр амжилтыг хүсэн ерөөе.
6-8 ДУГААР АНГИЙН ТӨРӨЛ
Эрэгтэй:
🥇Алтан медаль - Э.Мөнх-Эрдэнэ багштай 7г анги
🥈Мөнгөн медаль - Б.Нансалмаа багштай 8б анги
🥉Хүрэл медаль - Г.Амарсанаа багштай 8г анги
Эмэгтэй:
🥇Алтан медаль – Л.Отгонжаргал багштай 8а анги
🥈Мөнгөн медаль - Б.Нансалмаа багштай 8б анги
🥉Хүрэл медаль - Г.Амарсанаа багштай 8г анги
Шилдэг эрэгтэй тоглогч: 7г ангийн сурагч Б.Анар
Шилдэг эмэгтэй тоглогч: 8а ангийн сурагч О.Ану
9-11 ДҮГЭЭР АНГИЙН ТӨРӨЛ
Эрэгтэй:
🥇Алтан медаль – Д.Энхтуяа багштай 11а анги
🥈Мөнгөн медаль – Х.Амаржаргал багштай 11б анги
🥉Хүрэл медаль – Х.Долгорсүрэн багштай 10б анги
Эмэгтэй:
🥇Алтан медаль – Х.Долгорсүрэн багштай 10б анги
🥈Мөнгөн медаль – Э.Мягмарсүрэн багштай 10в анги
🥉Хүрэл медаль – Ж.Ундармаа багштай 9в анги
Шилдэг эрэгтэй тоглогч: 10в ангийн сурагч Э.Соёмбо
Шилдэг эмэгтэй тоглогч: 10б ангийн сурагч Г.Анударь
ᠰᠤᠷᠭᠠᠭᠤᠯᠢ ᠶ᠋ᠢᠨ ᠠᠪᠤᠷᠭᠤ ᠰᠢᠯᠭᠠᠷᠠᠭᠤᠯᠬᠤ ᠰᠠᠭᠰᠤᠨ ᠪᠥᠮᠪᠦᢉᠡ ᠶ᠋ᠢᠨ ᠠᠩᠬᠠᠳᠤᠭᠠᠷ ᠲᠡᠮᠡᠴᠡᢉᠡᠨ ᠠᠮᠵᠢᠯᠲᠠᠲᠠᠢ ᠵᠣᢈᠢᠶᠠᠨ ᠪᠠᠶᠢᠭᠤᠯᠤᠭᠳᠠᠯᠠ
᠑᠘᠙ ᠳ᠋ᠦ᠋ᢉᠡᠷ ᠰᠤᠷᠭᠠᠭᠤᠯᠢ ᠶ᠋ᠢᠨ ᠠᠪᠤᠷᠭᠤ ᠰᠢᠯᠭᠠᠷᠠᠭᠤᠯᠬᠤ ᠰᠠᠭᠰᠤᠨ ᠪᠥᠮᠪᠦᢉᠡ ᠶ᠋ᠢᠨ ᠲᠡᠮᠡᠴᠡᢉᠡᠨ ᠨᠢ ᠰᠤᠷᠤᠭᠴᠢᠳ ᠤ᠋ᠨ ᠪᠡᠶᠡ ᠪᠢᠯᠳᠠᠷ ᠢ᠋ ᢈᠥᢉᠵᠢᢉᠦᠯᢈᠦ᠂ᠬᠠᠮᠲᠤ ᠶ᠋ᠢᠨ ᠠᠵᠢᠯᠯᠠᠭᠠ᠂ ᠨᠥᢈᠦᠷᠯᠡᠯ ᠢ᠋ ᠨᠡᠮᠡᢉᠳᠡᢉᠦᠯᢈᠦ᠂ ᠴᠢᠯᠦᢉᠡᠲᠦ ᠴᠠᠭ ᠢ᠋ ᠵᠥᠪ ᠪᠣᠯᠪᠠᠰᠤᠨ ᠥᠩᢉᠡᠷᠡᢉᠦᠯᢈᠦ ᠵᠣᠷᠢᠯᠭᠠᠲᠠᠢ ᠶᠠᠪᠤᠭᠳᠠᠭᠰᠠᠨ ᠪᠥᢉᠡᠳ ᠠᠩᢉᠢ ᠬᠠᠮᠲᠤ ᠣᠯᠠᠨ ᠤ᠋ ᠢᠳᠡᠪᢈᠢ ᠣᠷᠤᠯᠴᠠᠭᠠ ᠥᠨᠳᠦᠷ ᠪᠠᠶᠢᠯᠠ᠃ ᠲᠡᠮᠡᠴᠡᢉᠡᠨ ᠳ᠋ᠦ ᠖᠆᠘ ᠠᠩᢉᠢ ᠶ᠋ᠢᠨ ᠒᠔ ᠪᠠᠭ᠂ ᠙᠆᠑᠑ ᠠᠩᢉᠢ ᠶ᠋ᠢᠨ ᠑᠖ ᠪᠠᠭ ᠲᠠᠮᠢᠷᠴᠢᠳ ᠬᠤᠷᠳᠤ ᢈᠦᠴᠦ᠂ ᠠᠪᠬᠠᠯᠵᠢ ᠰᠠᠮᠪᠠᠭᠠ ᠪᠠᠨ ᠰᠣᠷᠢᠨ ᠥᠷᠢᠰᠦᠯᠳᠦᠵᠦ᠂ ᠰᠢᠳᠤᠷᠭᠤ ᠥᠷᠢᠰᠦᠯᠳᠦᢉᠡᠨ᠂ ᠪᠠᠭ ᠤ᠋ᠨ ᠨᠢᢉᠡᠳᠦᠮᠡᠯ ᠪᠠᠶᠢᠳᠠᠯ ᠢ᠋ ᠬᠠᠷᠠᠭᠤᠯᠤᠭᠰᠠᠨ ᠰᠣᠨᠢᠷᠬᠠᠯᠲᠠᠢ ᠲᠣᠭᠯᠠᠯᠲᠠ ᠨᠤᠭᠤᠳ ᠥᠷᠨᠢᠯᠡ᠃ ᠢᠳᠡᠪᢈᠢ ᠰᠠᠨᠠᠭᠠᠴᠢᠯᠠᠭᠠᠲᠠᠢ ᠣᠷᠤᠯᠴᠠᠭᠰᠠᠨ ᠨᠡᠶᠢᠲᠡ ᠰᠤᠷᠤᠭᠴᠢᠳ᠂ ᠠᠩᢉᠢ ᠤᠳᠤᠷᠢᠳᠤᠭᠰᠠᠨ ᠪᠠᠭᠰᠢ ᠨᠠᠷ᠂ᠵᠣᢈᠢᠶᠠᠨ ᠪᠠᠶᠢᠭᠤᠯᠤᠭᠴᠢᠳ ᠪᠣᠯᠤᠨ ᠳᠡᠮᠵᠢᠨ ᠠᠵᠢᠯᠯᠠᠭᠰᠠᠨ ᠡᠴᠢᢉᠡ ᠡᢈᠡᠴᠦᠳ ᠲᠦ ᠪᠡᠨ ᠲᠠᠯᠠᠷᠬᠠᠯ ᠢᠯᠡᠷᢈᠡᠶᠢᠯᠡᠵᠦ᠂ ᠴᠠᠭᠠᠰᠢᠳᠠ ᠶ᠋ᠢᠨ ᠰᠤᠷᠤᠯᠭᠠ ᢈᠥᠳᠡᠯᠮᠦᠷᠢ᠂ ᠰᠫᠣᠷᠲ ᠤ᠋ᠨ ᠥᠨᠳᠦᠷ ᠠᠮᠵᠢᠯᠲᠠ ᠶ᠋ᠢ ᢈᠦᠰᠡᠨ ᠢᠷᠦᢉᠡᠶᠡ᠃ ᠖᠆᠘ ᠳ᠋ᠤᠭᠠᠷ ᠠᠩᢉᠢ ᠶ᠋ᠢᠨ ᠲᠥᠷᠦᠯ
ᠡᠷᠡᢉᠲᠡᠢ:
🥇ᠠᠯᠲᠠᠨ ᠮᠧᠳᠠᠯ᠆ᠡ᠂ᠮᠦᠩᢈᠡ᠆ᠡᠷᠳᠡᠨᠢ ᠪᠠᠭᠰᠢ ᠲᠠᠢ ᠗ᠭ ᠠᠩᢉᠢ
🥈ᠮᠥᠩᢉᠦᠨ ᠮᠧᠳᠠᠯ᠆ᠪ᠂ᠨᠠᠩᠰᠠᠯᠮᠠ ᠪᠠᠭᠰᠢ ᠲᠠᠢ ᠘ᠪ ᠠᠩᢉᠢ
🥉ᢈᠦᠷᠡᠯ ᠮᠧᠳᠠᠯ᠆ᠭ᠂ᠠᠮᠤᠷᠰᠠᠨᠠᠭᠠ ᠪᠠᠭᠰᠢ ᠲᠠᠢ ᠘ᠭ ᠠᠩᢉᠢ
ᠡᠮᠡᢉᠲᠡᠢ:
🥇ᠠᠯᠲᠠᠨ ᠮᠧᠳᠠᠯ – ᠯ᠂ᠣᠳᠬᠠᠨᠵᠢᠷᠭᠠᠯ ᠪᠠᠭᠰᠢ ᠲᠠᠢ ᠘ᠠ ᠠᠩᢉᠢ
🥈ᠮᠥᠩᢉᠦᠨ ᠮᠧᠳᠠᠯ᠆ᠪ᠂ᠨᠠᠩᠰᠠᠯᠮᠠ ᠪᠠᠭᠰᠢ ᠲᠠᠢ ᠘ᠪ ᠠᠩᢉᠢ
🥉ᢈᠦᠷᠡᠯ ᠮᠧᠳᠠᠯ᠆ᠭ᠂ᠠᠮᠤᠷᠰᠠᠨᠠᠭᠠ ᠪᠠᠭᠰᠢ ᠲᠠᠢ ᠘ᠭ ᠠᠩᢉᠢ
ᠰᠢᠯᠢᠳᠡᢉ ᠡᠷᠡᢉᠲᠡᠢ ᠲᠣᠭᠯᠠᠭᠴᠢ: ᠗ᠭ ᠠᠩᢉᠢ ᠶ᠋ᠢᠨ ᠰᠤᠷᠤᠭᠴᠢ ᠪ᠂ᠠᠨᠠᠷ
ᠰᠢᠯᠢᠳᠡᢉ ᠡᠮᠡᢉᠲᠡᠢ ᠲᠣᠭᠯᠠᠭᠴᠢ: ᠘ᠠ ᠠᠩᢉᠢ ᠶ᠋ᠢᠨ ᠰᠤᠷᠤᠭᠴᠢ ᠣ᠂ᠠᠨᠤ
᠙᠆᠑᠑ ᠳ᠋ᠦ᠋ᢉᠡᠷ ᠠᠩᢉᠢ ᠶ᠋ᠢᠨ ᠲᠥᠷᠦᠯ
ᠡᠷᠡᢉᠲᠡᠢ:
🥇ᠠᠯᠲᠠᠨ ᠮᠧᠳᠠᠯ – ᠳ᠂ᠡᠩᢈᠡᠲᠤᠶᠠᠭᠠ ᠪᠠᠭᠰᠢ ᠲᠠᠢ ᠑᠑ᠠ ᠠᠩᢉᠢ
🥈ᠮᠥᠩᢉᠦᠨ ᠮᠧᠳᠠᠯ – ᠬᠠ᠂ᠠᠮᠤᠷᠵᠢᠷᠭᠠᠯ ᠪᠠᠭᠰᠢ ᠲᠠᠢ ᠑᠑ᠪ ᠠᠩᢉᠢ
🥉ᢈᠦᠷᠡᠯ ᠮᠧᠳᠠᠯ – ᠬᠠ᠂ᠳᠣᠯᠭᠠᠷᠰᠦ᠋ᠷᠦᠩ ᠪᠠᠭᠰᠢ ᠲᠠᠢ ᠑᠐ᠪ ᠠᠩᢉᠢ
ᠡᠮᠡᢉᠲᠡᠢ:
🥇ᠠᠯᠲᠠᠨ ᠮᠧᠳᠠᠯ – ᠬᠠ᠂ᠳᠣᠯᠭᠠᠷᠰᠦ᠋ᠷᠦᠩ ᠪᠠᠭᠰᠢ ᠲᠠᠢ ᠑᠐ᠪ ᠠᠩᢉᠢ
🥈ᠮᠥᠩᢉᠦᠨ ᠮᠧᠳᠠᠯ – ᠡ᠂ᠮᠢᠭᠮᠠᠷᠰᠦ᠋ᠷᠦᠩ ᠪᠠᠭᠰᠢ ᠲᠠᠢ ᠑᠐ᠸ ᠠᠩᢉᠢ
🥉ᢈᠦᠷᠡᠯ ᠮᠧᠳᠠᠯ – ᠵᠠ᠂ᠤᠨᠳᠤᠷᠮᠠ ᠪᠠᠭᠰᠢ ᠲᠠᠢ ᠙ᠸ ᠠᠩᢉᠢ
ᠰᠢᠯᠢᠳᠡᢉ ᠡᠷᠡᢉᠲᠡᠢ ᠲᠣᠭᠯᠠᠭᠴᠢ: ᠑᠐ᠸ ᠠᠩᢉᠢ ᠶ᠋ᠢᠨ ᠰᠤᠷᠤᠭᠴᠢ ᠡ᠂ᠰᠣᠶᠤᠮᠪᠤ
ᠰᠢᠯᠢᠳᠡᢉ ᠡᠮᠡᢉᠲᠡᠢ ᠲᠣᠭᠯᠠᠭᠴᠢ: ᠑᠐ᠪ ᠠᠩᢉᠢ ᠶ᠋ᠢᠨ ᠰᠤᠷᠤᠭᠴᠢ ᠭ᠂ᠠᠨᠤᠳᠠᠷᠢ